【 ᠵᠣᠬᠢᠶᠠᠯ ᠪᠦᠲᠦᠭᠡᠯ 】
︿︿ᠪᠠᠷᠠᠭᠤᠨ ᠠᠴᠠ ᠮᠠᠨᠳᠣᠬᠤ ᠨᠠᠷᠠ﹀﹀ ᠶᠢ ᠣᠩᠰᠢᠭᠰᠠᠨ ᠤ ᠳᠠᠷᠠᠭᠠᠬᠢ ᠲᠦᠷᠦᠭᠳᠡᠯ
ᠠᠷᠢᠭᠤᠨᠴᠢᠮᠡᠭ
2007 ᠣᠨ ᠳᠤ ︿︿ᠪᠠᠷᠠᠭᠤᠨ ᠠᠴᠠ ᠮᠠᠨᠳᠣᠬᠤ ᠨᠠᠷᠠ﹀﹀ ᠭᠡᠮᠡᠬᠦ ᠨᠣᠮ ᠢ ᠠᠪᠴᠣ ᠣᠩᠰᠢᠯᠠ᠃ ᠲᠣᠰ ᠨᠣᠮ ᠰᠢᠭᠦᠮᠵᠢᠯᠡᠯ ᠤᠨ ᠬᠡᠯᠪᠡᠷᠢ ᠪᠠᠷ ᠪᠢᠴᠢᠭᠳᠡᠵᠦ ᠵᠣᠬᠢᠶᠠᠭᠴᠢ ᠨᠢ ᠶᠠᠫᠤᠨ ᠬᠦᠮᠦᠨ ᠺᠢᠮᠦᠷᠠ ᠠᠶᠠᠺᠦ ᠪᠣᠯᠣᠨᠠ᠃ ᠶᠠᠫᠥᠨ ᠬᠦᠮᠦᠨ ᠮᠤᠩᠭᠤᠯ ᠳᠤ ᠢᠷᠡᠵᠦ ᠮᠣᠩᠭᠤᠯ ᠢ ᠰᠣᠳᠣᠯᠦᠨᠠ ᠭᠡᠭᠴᠢ ᠡᠨᠡ ᠵᠣᠷᠢᠭ ᠰᠦᠰᠤ ᠴᠦ ᠲᠦᠢᠯ ᠤᠨ ᠪᠢᠰᠢᠷᠡᠭᠦᠰᠢᠲᠠᠢ ᠵᠦᠢᠯ ᠪᠠᠶᠢᠵᠦ ᠦᠨᠡᠬᠡᠷ ᠴᠦ ᠭᠠᠶᠢᠬᠠᠰᠢ ᠬᠦᠷᠦᠮᠡᠷ ᠰᠢᠭ᠂ ᠮᠣᠩᠭᠤᠯ ᠢ ᠰᠣᠳᠣᠯᠣᠨᠠ ᠭᠡᠰᠡᠨ ᠨᠢ ᠲᠡᠮᠡᠭᠡᠨ ᠠᠴᠠ ᠪᠣᠯᠣᠭᠰᠠᠨ ᠭᠡᠨᠡ᠂ ᠳᠠᠷᠣᠢ ᠲᠡᠮᠡᠭᠡ ᠲᠠᠢ ᠪᠠᠷ ᠨᠢ ᠮᠣᠩᠭᠤᠯ ᠢ ᠰᠣᠩᠭᠤᠭᠰᠠᠨ ᠭᠡᠨᠡ᠃ ᠲᠡᠮᠡᠭᠡ ᠭᠡᠰᠡᠨ ᠠᠴᠠ ᠲᠠᠪᠢᠯᠠᠩ ᠭᠡᠳᠡᠭ ᠬᠦᠮᠦᠨ ᠢ ᠪᠣᠷᠠᠨᠲᠠᠭ ᠲᠡᠮᠡᠭᠡ ᠰᠢᠭ ᠬᠠᠮᠢᠭᠠᠰᠢ ᠨᠢ ᠴᠦ ᠬᠦᠲᠦᠯᠵᠦ ᠴᠢᠳᠠᠳᠠᠭ ᠤᠨ ᠲᠣᠳᠣᠬᠠᠨ ᠵᠢᠱᠢᠶᠡ ᠭᠡᠵᠢ᠃ ᠠᠶᠠᠺᠦ ᠮᠣᠩᠭᠤᠯ ᠳᠤ ᠢᠷᠡᠭᠡᠳ ᠲᠡᠮᠡᠭᠡ ᠶᠢ ᠰᠣᠳᠣᠯᠤᠭᠠ ᠦᠭᠡᠢ ᠬᠠᠷᠢᠨ ᠲᠢᠶᠠᠲᠷ᠂ ᠮᠣᠩᠭᠤᠯ ᠤᠨ ᠲᠢᠶᠠᠲᠷ ᠤᠨ ᠣᠷᠠᠯᠢᠭ ᠢ ᠰᠣᠨᠢᠷᠬᠠᠨ ᠰᠣᠳᠣᠯᠣᠭᠰᠠᠨ ᠪᠠᠶᠢᠨᠠ᠃ ᠪᠢ ᠡᠨᠡ ᠨᠣᠮ ᠢ ᠡᠬᠢᠨ ᠠᠴᠠ ᠡᠬᠢᠯᠡᠵᠦ ᠠᠯᠠᠭᠤᠷ ᠣᠩᠰᠢᠬᠤ ᠶᠢᠨ ᠵᠠᠭᠤᠷᠠ ᠪᠠᠨ ᠣᠯᠠᠨ ᠣᠯᠠᠨ ᠮᠣᠩᠭᠤᠯ ᠬᠦᠮᠦᠨ ᠪᠠ ᠶᠠᠫᠥᠨ ᠬᠦᠮᠦᠨ ᠤ ᠬᠤᠭᠤᠷᠣᠨᠳᠣᠬᠢ ᠵᠦᠷᠢᠶᠡ ᠶᠢ ᠣᠯᠵᠦ ᠬᠠᠷᠠᠯᠠ᠃ ᠬᠦᠮᠦᠨ ᠬᠦᠮᠦᠨ ᠤ ᠬᠤᠭᠤᠷᠣᠨᠳᠦᠬᠢ ᠵᠦᠷᠢᠶᠡ ᠭᠡᠭᠴᠢ ᠵᠢᠵᠢᠭ ᠵᠢᠵᠢᠭ ᠢᠶᠠᠷ ᠬᠤᠷᠠᠮᠳᠤᠵᠦ ᠯᠠ ᠪᠠᠶᠢᠳᠠᠭ᠃ ᠣᠯᠣᠰ ᠣᠯᠣᠰ ᠤᠨ ᠬᠤᠭᠤᠷᠣᠨᠳᠣᠬᠢ ᠵᠦᠷᠢᠶᠡ ᠭᠡᠭᠴᠢ ᠮᠦᠨ ᠯᠠ ᠡᠶᠢᠮᠦ ᠪᠠᠶᠢᠬᠤ ᠡ᠃ ᠶᠡᠷᠦ ᠨᠢ ᠮᠣᠩᠭᠤᠯ ᠬᠦᠮᠦᠨ ᠪᠠ ᠶᠠᠫᠥᠨ ᠬᠦᠮᠦᠨ ᠤ ᠵᠦᠷᠢᠶᠡ ᠶᠢ ᠲᠣᠭᠠᠴᠠᠬᠤ ᠳᠤ᠄ ᠴᠠᠭ ᠤᠨ ᠣᠬᠠᠮᠰᠠᠷ ᠤᠨ ᠲᠠᠯᠠ᠂ ᠵᠠᠩ ᠴᠢᠨᠠᠷ ᠤᠨ ᠲᠠᠯᠠ᠂ ᠠᠯᠳᠠᠭᠠ ᠲᠣᠲᠠᠭᠳᠠᠯ ᠳᠤ ᠪᠠᠨ ᠬᠠᠨᠳᠤᠬᠤ ᠣᠪᠣᠷ ᠤᠨ ᠲᠠᠯᠠ ᠶᠢᠨ ᠵᠦᠷᠢᠶᠡ ᠵᠡᠷᠭᠡ ᠣᠯᠠᠨ ᠵᠦᠢᠯ ᠪᠠᠶᠢᠨᠠ᠃ ᠵᠢᠱᠢᠶᠡᠯᠡᠪᠡᠯ ᠴᠠᠭ ᠤᠨ ᠣᠬᠠᠮᠰᠠᠷ ᠤᠨ ᠲᠠᠯᠠ ᠪᠠᠷ ᠮᠠᠨ ᠤ ᠮᠣᠩᠭᠤᠯᠴᠣᠳ ᠳᠣᠯᠣᠭᠠᠨ ᠴᠠᠭ ᠲᠤ ᠬᠢᠬᠦ ᠪᠠᠷ ᠲᠣᠭᠲᠠᠭᠠᠭᠰᠠᠨ ᠲᠣᠭᠯᠠᠯᠲᠠ ᠪᠣᠯᠤᠭ ᠶᠠᠭᠤ ᠴᠦ ᠪᠣᠯᠤᠭ ᠵᠠᠪᠠᠯ ᠠᠳᠠᠭ ᠲᠤ ᠪᠠᠨ ᠳᠣᠯᠣᠭᠠᠨ ᠴᠠᠭ ᠬᠠᠭᠠᠰ ᠪᠣᠯᠭᠠᠭᠠᠳ ᠰᠠᠶ᠋ᠢ ᠠᠷᠠᠢ ᠭᠡᠵᠦ ᠡᠬᠢᠯᠡᠬᠦᠯᠦᠨᠡ᠃ ᠭᠡᠲᠡᠯᠠ ᠶᠠᠫᠤᠨᠴᠣᠳ ᠬᠠᠷᠢᠨ ᠨᠢᠭᠡ ᠮᠢᠨᠦ᠋ᠲ ᠴᠦ ᠵᠦᠷᠢᠬᠦ ᠦᠭᠡᠢ᠂ ᠡᠶᠢᠨ ᠬᠦ ᠴᠠᠭ ᠤᠨ ᠣᠬᠠᠮᠰᠠᠷ ᠤᠨ ᠲᠠᠯᠠ ᠪᠠᠷ ᠶᠡᠭᠡ ᠵᠦᠷᠢᠶᠡ ᠲᠠᠢ᠃ ᠳᠠᠬᠢᠪᠡᠯ ᠮᠠᠨ ᠤ ᠮᠣᠩᠭᠤᠯᠴᠣᠣᠳ ᠬᠡᠯᠡᠭᠰᠡᠨ ᠦᠭᠡᠨ ᠳᠤ ᠪᠠᠨ ᠰᠠᠭᠤᠨᠠ ᠭᠡᠳᠡᠭ ᠢ ᠶᠠᠭᠤ ᠪᠠᠷ ᠴᠦ ᠦᠵᠡᠳᠡᠭ ᠦᠭᠡᠢ᠂ ᠬᠠᠷᠢᠨ ᠶᠠᠫᠥᠨ ᠬᠦᠮᠦᠰ ᠪᠣᠯ ᠬᠡᠯᠡᠭᠰᠡᠨ ᠦᠭᠡᠨ ᠳᠤ ᠪᠠᠨ ᠯᠠᠪ ᠰᠠᠭᠤᠨᠠ᠃ ᠶᠠᠫᠥᠨ ᠬᠦᠮᠦᠰ ᠠᠵᠢᠯ ᠶᠠᠪᠤᠳᠠᠯ ᠬᠢᠵᠦ ᠢᠯᠠᠭᠳᠠᠯ ᠳᠤ ᠣᠨᠴᠠᠷᠠᠪᠠᠯ ᠪᠤᠷᠤᠭᠤ ᠪᠠᠨ ᠵᠦᠪᠬᠡᠨ ᠦᠪᠡᠷ ᠤᠨ ᠪᠡᠶᠡ ᠠᠴᠠ ᠪᠠᠨ ᠡᠷᠢᠨᠡ᠂ ᠭᠡᠪᠡᠴᠦ ᠮᠣᠩᠭᠤᠯ ᠬᠦᠮᠦᠰ ᠪᠦᠬᠦᠨ ᠢ ᠪᠣᠰᠣᠳ ᠠᠴᠠ ᠡᠷᠢᠳᠡᠭ᠃ ᠪᠣᠰᠣᠳ ᠬᠦᠮᠦᠨ ᠲᠡᠭᠦᠨ ᠢ ᠬᠠᠪᠰᠣᠷᠣᠭᠰᠠᠨ ᠦᠭᠡᠢ ᠭᠡᠬᠦ ᠶᠣᠮ ᠦᠦ ᠡᠰᠡᠭᠦᠯᠡ ᠪᠤᠰᠤᠳ ᠶᠠᠮᠠᠷ ᠨᠢᠭᠡ ᠰᠢᠯᠲᠠᠭ ᠣᠯᠵᠣ ᠪᠡᠶᠡ ᠵᠠᠶᠢᠯᠠᠳᠠᠭ᠃ ᠲᠣᠰ ᠨᠣᠮ ᠳᠤ ᠮᠣᠩᠭᠤᠯᠴᠣᠳ ᠢ ︿︿ᠮᠠᠭᠲᠠᠪᠠᠯ ᠳᠠᠪᠠᠷᠠᠵᠦ᠂ ᠰᠢᠭᠦᠮᠵᠢᠯᠡᠪᠡᠯ ᠭᠤᠮᠦᠳᠠᠳᠠᠭ﹀﹀ ᠭᠡᠵᠦ ᠪᠢᠴᠢᠭᠰᠡᠨ ᠪᠠᠶᠢᠨᠠ᠂ ᠬᠠᠷᠢᠨ ᠦᠨᠡᠨ ᠴᠦ ᠡᠶᠢᠮᠦ ᠪᠠᠶᠢᠬᠤ ᠡ᠃ ᠲᠤᠰ ᠨᠣᠮ ᠲᠠᠬᠢ ᠠᠯᠢᠪᠠ ᠪᠦᠬᠦᠨ ᠨᠢ ᠪᠦᠷ ᠮᠣᠩᠭᠤᠯ ᠢ ᠮᠢᠨᠢ ᠮᠠᠭᠤ ᠬᠡᠯᠡᠭᠰᠡᠨ ᠪᠢᠰᠢ᠂ ᠬᠠᠷᠢᠨ ᠦᠨᠡᠨ ᠵᠦᠢᠯ ᠢ ᠬᠡᠯᠡᠵᠦ ᠪᠠᠶᠢᠭᠠ ᠪᠣᠯᠬᠤᠷ ᠪᠢ ᠲᠣᠰ ᠨᠣᠮ ᠢ ᠦᠵᠡᠬᠡᠳ ᠰᠡᠳᠭᠢᠯ ᠮᠢᠨᠢ ᠬᠡᠯᠡᠵᠦ ᠲᠡᠶᠢᠯᠦᠰᠢ ᠦᠭᠡᠢ ᠡᠪᠬᠡᠷᠡᠵᠦ ᠮᠤᠩᠭᠤᠯ ᠬᠦᠮᠦᠨ ᠪᠣᠯᠣᠭᠰᠠᠨ ᠤ ᠬᠤᠪᠢ ᠳᠤ ᠥᠪᠡᠷ ᠤᠨ ᠦᠨᠳᠦᠰᠦᠲᠡᠨ ᠤ ᠬᠢ ᠪᠠᠨ ᠳᠣᠲᠠᠭᠳᠠᠯ ᠢ ᠥᠪᠡᠷ ᠢᠶᠠᠨ ᠲᠤᠩᠭᠠᠵᠤ ᠰᠢᠭᠦᠮᠵᠢᠯᠡᠭᠰᠡᠨ ᠪᠢᠰᠢ ᠬᠠᠷᠢᠨ ᠬᠠᠷᠢ ᠬᠦᠨᠳᠡᠯᠡᠨ ᠤ ᠭᠠᠳᠠᠭᠠᠳᠣ ᠬᠦᠮᠦᠨ ᠢᠶᠠᠷ ᠢᠩᠬᠢᠲᠡᠯᠡ ᠶᠠᠰᠣᠨ ᠳᠤ ᠪᠠᠨ ᠤᠷᠣᠲᠠᠯᠠ ᠵᠠᠳᠠᠯᠣᠭᠤᠯᠣᠨᠠ ᠬᠡᠵᠦ ᠶᠣᠰᠣᠲᠠᠢ ᠰᠢᠪᠰᠢᠭ ᠤᠨ ᠲᠤᠶᠢᠯ ᠮᠡᠳᠦ ᠰᠨᠠᠭᠳᠠᠪᠠ᠃ ᠶᠠᠫᠤᠨᠴᠣᠳ ᠦᠩᠭᠡᠷᠡᠭᠰᠡᠨ ᠴᠠᠭ ᠡᠷᠭᠢᠵᠦ ᠢᠷᠡᠬᠦ ᠦᠭᠡᠢ ᠭᠡᠳᠡᠭ ᠢ ᠣᠨᠴᠠᠯᠠᠨ ᠦᠵᠡᠳᠡᠭ᠃ ᠭᠡᠪᠡᠴᠦ ᠮᠣᠩᠭᠤᠯᠴᠣᠳ ᠦᠩᠭᠡᠷᠡᠭᠰᠡᠨ ᠲᠡᠦᠬᠡᠨ ᠳᠤ ᠪᠠᠨ ᠰᠣᠭᠲᠦᠭᠤᠷᠠᠵᠤ᠂ ᠢᠷᠡᠭᠡᠳᠦᠢ ᠶᠢ ᠵᠢᠭᠠᠬᠠᠨ ᠴᠦ ᠪᠣᠳᠣᠬᠤ ᠦᠭᠡᠢ᠃ ᠪᠢᠳᠡ ᠢᠷᠡᠭᠡᠳᠦᠢ ᠪᠠᠨ ᠪᠣᠳᠣᠵᠦ ᠢᠷᠡᠭᠡᠳᠦᠢ ᠶᠢᠨ ᠢᠶᠠᠨ ᠲᠦᠯᠦᠭᠡ ᠴᠢᠷᠮᠠᠶᠢᠪᠠᠯ ᠵᠣᠬᠢᠬᠤ ᠪᠢᠰᠢᠦ᠂᠂᠂᠂ ᠲᠣᠰ ᠨᠣᠮ ᠢ ᠣᠩᠰᠢᠭᠠᠳ ᠮᠢᠨᠦ ᠬᠠᠮᠤᠭ ᠤᠨ ᠶᠡᠭᠡ ᠣᠯᠵᠦ ᠮᠡᠳᠡᠭᠰᠡᠨ ᠨᠢ ᠶᠠᠫᠥᠨ ᠪᠠ ᠮᠣᠩᠭᠤᠯ ᠤᠨ ᠬᠤᠭᠤᠷᠣᠨᠳᠣᠬᠢ ᠵᠦᠷᠢᠶᠡ ᠪᠣᠯᠣᠨᠠ᠃ ᠡᠨᠡ ᠬᠦ ᠣᠯᠠᠨ ᠵᠦᠷᠢᠶᠡ ᠨᠢ ᠶᠠᠫᠥᠨ ᠮᠤᠩᠭᠤᠯ ᠬᠤᠶᠠᠷ ᠣᠯᠣᠰ ᠤᠨ ᠬᠦᠭᠵᠢᠯᠲᠡ ᠶᠢᠨ ᠵᠦᠷᠢᠶᠡ ᠶᠢ ᠳᠣᠭᠲᠠᠭᠠᠭᠰᠠᠨ ᠮᠠᠭᠠᠳ᠃ ᠡᠶᠢᠮᠦ ᠠᠴᠠ ᠪᠢ ᠦᠷᠭᠡᠨ ᠣᠯᠠᠨ ᠮᠤᠩᠭᠤᠯᠴᠣᠳ ᠮᠢᠨᠢ ᠪᠣᠰᠣᠳ ᠤᠨ ᠨᠢᠳᠦᠨ ᠳᠤ ᠬᠢ ᠮᠠᠭᠤ ᠮᠠᠭᠤᠬᠠᠢ ᠵᠠᠩ ᠳᠠᠳᠬᠠᠯ ᠢᠶᠠᠨ ᠡᠷᠲᠡᠬᠡᠨ ᠬᠠᠯᠠᠵᠦ ᠵᠠᠯᠠᠷᠠᠭᠤᠯᠬᠤ ᠪᠣᠯᠣᠭᠠᠰᠠᠢ ᠭᠡᠮᠡᠨ ᠳᠠᠭᠠᠳᠬᠠᠵᠤ ᠪᠠᠶᠢᠨᠠ᠃ ᠶᠠᠫᠥᠨ ᠬᠦᠮᠦᠰ ᠰᠢᠭ ᠴᠢᠷᠮᠠᠶᠢᠯᠲᠠ ᠲᠠᠢ᠂ ᠣᠬᠠᠮᠰᠠᠷ ᠲᠠᠢ᠂ ᠢᠷᠡᠭᠡᠳᠦᠢ ᠶᠢᠨ ᠢᠶᠠᠨ ᠲᠦᠯᠦᠭᠡ ᠵᠣᠷᠢᠭᠲᠠᠢ ᠲᠡᠮᠡᠴᠡᠭᠡᠷᠡᠢ︕ ᠪᠦᠬᠦ ᠮᠣᠩᠭᠤᠯᠴᠣᠳ ᠮᠢᠨᠢ︕
2020-07-01 16:45
7068
︿︿ᠪᠠᠷᠠᠭᠤᠨ ᠠᠴᠠ ᠮᠠᠨᠳᠣᠬᠤ ᠨᠠᠷᠠ﹀﹀ ᠶᠢ ᠣᠩᠰᠢᠭᠰᠠᠨ ᠤ ᠳᠠᠷᠠᠭᠠᠬᠢ ᠲᠦᠷᠦᠭᠳᠡᠯ
ICP 2020004803-1
15042043002-00001