ᠪᠠᠭᠠ ᠰᠣᠷᠭᠠᠭᠣᠯᠢ ᠶᠢᠨ ᠪᠠᠭᠰᠢ ᠶᠢᠨ ᠶᠣᠰᠦ ᠰᠣᠷᠲᠠᠬᠣᠨ ᠤ ᠪᠣᠯᠪᠠᠰᠣᠷᠠᠯ ᠢ ᠬᠡᠷᠬᠢᠨ ᠴᠢᠩᠭᠠᠳᠬᠠᠬᠣ ᠲᠣᠬᠠᠢ
ᠪᠠᠭᠰᠢ ᠶᠢᠨ ᠶᠣᠰᠦ ᠮᠣᠷᠠᠯ ᠤᠨ ᠪᠣᠯᠪᠠᠰᠦᠷᠠᠯ ᠪᠣᠯ ᠲᠥᠢᠯ ᠤᠨ ᠴᠢᠬᠣᠯᠠ ᠶᠤᠮ᠃ ᠪᠠᠭᠰᠢ ᠪᠣᠯᠣᠭᠰᠠᠳ ᠡᠷᠬᠡᠪᠰᠢ ᠬᠦᠮᠦᠨ ᠮᠦᠰᠦ ᠨᠢᠭᠡᠳᠣᠭᠡᠷ᠂ ᠡᠷᠳᠡᠮ ᠮᠡᠳᠡᠯᠭᠡ ᠬᠣᠶᠠᠳᠣᠭᠠᠷ ᠭᠡᠵᠦ ᠪᠡᠶᠡ ᠪᠡᠨ ᠱᠠᠭᠠᠷᠳᠠᠬᠣ ᠴᠢᠬᠣᠯᠲᠠᠢ᠃ ᠭᠡᠪᠡᠴᠦ ᠣᠷᠴᠢᠮ ᠤᠨ ᠵᠢᠯ ᠦᠨ ᠵᠢᠭᠠᠨ ᠰᠣᠷᠭᠠᠯᠲᠠ ᠳᠤ ᠣᠶᠣᠨ ᠮᠡᠳᠡᠯᠭᠡ ᠶᠢ ᠦᠷᠦᠭᠡᠰᠦᠨ ᠢᠶᠡᠷ ᠴᠢᠬᠣᠯᠠᠴᠢᠯᠠᠭᠠᠳ᠂ ᠶᠣᠰᠦ ᠰᠣᠷᠲᠠᠬᠣᠨ ᠤ ᠬᠦᠮᠦᠵᠢᠯ ᠢ ᠬᠠᠷᠢᠴᠠᠩᠭᠣᠢ ᠪᠠᠷ ᠣᠮᠳᠣᠭᠠᠢᠯᠠᠭᠰᠠᠨ ᠦᠵᠡᠭᠳᠡᠯ ᠢᠯᠡᠷᠡᠵᠡᠢ᠃ ᠰᠢ ᠵᠢᠨ ᠫᠢᠩ ᠶᠡᠷᠦᠩᠬᠡᠢ ᠱᠦᠵᠢ ᠡᠴᠡ2018 ᠣᠨ ᠤ ᠪᠠᠭᠰᠢ ᠶᠢᠨ ᠪᠠᠶᠠᠷ ᠲᠤ ᠲᠣᠬᠢᠶᠠᠯᠳᠣᠭᠣᠯᠣᠨ ᠬᠣᠷᠠᠯᠳᠣᠭᠣᠯᠣᠭᠰᠠᠨ ᠪᠦᠬᠦ ᠣᠯᠣᠰ ᠤᠨ ᠰᠣᠷᠭᠠᠨ ᠬᠦᠮᠦᠵᠢᠯ ᠦᠨ ᠶᠡᠬᠡ ᠬᠣᠷᠠᠯ ᠳᠡᠭᠡᠷᠡ᠄︽ ᠦᠭᠡᠷᠡᠴᠢᠯᠡᠯᠲᠡ ᠬᠢᠵᠦ ᠰᠢᠨᠡ ᠶᠢ ᠡᠭᠦᠳᠬᠦ ᠶᠢ ᠪᠠᠷᠢᠮᠲᠠᠯᠠᠨ᠂ ᠬᠦᠮᠦᠨ ᠦ ᠰᠡᠳᠬᠢᠯ ᠢ ᠨᠢᠭᠲᠠᠷᠠᠭᠣᠯᠵᠣ᠂ ᠬᠦᠮᠦᠨ ᠴᠢᠨᠠᠷ ᠢ ᠲᠡᠭᠦᠯᠳᠡᠷᠵᠢᠭᠦᠯᠬᠦ᠂ ᠬᠦᠮᠦᠨ ᠦ ᠬᠦᠴᠦᠨ ᠢ ᠨᠡᠬᠡᠬᠡᠨ ᠬᠦᠭᠵᠢᠭᠦᠯᠵᠦ᠂ ᠶᠣᠰᠣ ᠰᠣᠷᠲᠠᠬᠣᠨ᠂ ᠣᠶᠣᠨ ᠣᠬᠠᠭᠠᠨ᠂ ᠪᠡᠶᠡ ᠮᠠᠬᠠᠪᠣᠳ᠂ ᠭᠣᠸᠠ ᠰᠠᠢᠬᠠᠨ᠂ ᠬᠦᠳᠡᠯᠮᠦᠷᠢ ᠵᠡᠷᠭᠡ ᠪᠦᠬᠦ ᠲᠠᠯᠠ ᠪᠠᠷ ᠬᠦᠭᠵᠢᠭᠰᠡᠨ ᠨᠡᠢᠭᠡᠮ ᠵᠢᠷᠦᠮᠲᠦ ᠪᠦᠳᠣᠭᠡᠨ ᠪᠠᠢᠭᠣᠯᠣᠭᠴᠢ ᠪᠠ ᠵᠠᠯᠭᠠᠮᠵᠢᠯᠠᠭᠴᠢ ᠶᠢ ᠬᠦᠮᠦᠵᠢᠭᠦᠯᠬᠦ ᠬᠡᠷᠡᠭᠲᠡᠢ︾ ᠭᠡᠵᠦ ᠴᠢᠬᠣᠯᠠᠴᠢᠯᠠᠭᠰᠠᠨ ᠪᠠᠢᠨᠠ᠃ ᠡᠨᠡ ᠨᠢ ᠶᠣᠰᠣ ᠰᠣᠷᠲᠠᠬᠣᠨ ᠤ ᠪᠣᠯᠪᠠᠰᠣᠷᠠᠯ ᠪᠣᠯ ᠪᠠᠭᠰᠢ ᠶᠢᠨ ᠶᠡᠷᠦᠩᠬᠡᠢᠯᠡᠭᠰᠡᠨ ᠬᠡᠪ ᠴᠢᠨᠠᠷ ᠤᠨ ᠴᠢᠬᠣᠯᠠ ᠨᠢᠭᠡᠨ ᠠᠭᠣᠯᠭᠠ ᠪᠣᠯᠬᠣ ᠶᠢ ᠭᠡᠷᠡᠴᠢᠯᠡᠪᠡ᠃
ᠪᠠᠭᠰᠢ ᠶᠢᠨ ᠶᠣᠰᠦ ᠰᠣᠷᠲᠠᠬᠣᠨ ᠤ ᠪᠣᠯᠪᠠᠰᠣᠷᠠᠯ ᠭᠡᠳᠡᠭ ᠪᠣᠯ ᠪᠠᠭᠰᠢ ᠶᠢᠨ ᠲᠣᠬᠠᠢᠯᠠᠭᠰᠠᠨ ᠠᠵᠢᠯ ᠤᠨ ᠮᠣᠷᠠᠯ᠂ ᠡᠷᠬᠢᠮ ᠳᠡᠭᠡᠳᠦ ᠦᠵᠡᠯ ᠰᠠᠨᠠᠭᠠ᠂ ᠬᠠᠢᠷᠠ ᠰᠡᠳᠬᠢᠯᠭᠡ᠂ ᠪᠠᠲᠦ ᠴᠢᠩᠭᠠ ᠢᠳᠡᠬᠡᠯ ᠪᠢᠰᠢᠷᠡᠯ᠂ ᠰᠣᠷᠴᠦ ᠰᠣᠳᠣᠯᠬᠣ ᠣᠷᠮᠠ ᠵᠣᠷᠢᠭ ᠵᠢᠴᠢ ᠪᠠᠭᠰᠢ ᠶᠢᠨ ᠬᠡᠯᠡᠵᠦ ᠶᠠᠷᠢᠬᠣ ᠠᠴᠠ ᠡᠬᠢᠯᠡᠨ ᠬᠦᠳᠡᠯᠵᠦ ᠪᠠᠷᠢᠬᠣ ᠬᠦᠷᠲᠡᠯᠡᠬᠢ ᠣᠪᠣᠷ ᠪᠠᠢᠳᠠᠯ ᠤᠨ ᠦᠨᠳᠦᠷ ᠪᠣᠯᠪᠠᠰᠣᠷᠠᠯ ᠢ ᠵᠢᠭᠠᠳᠠᠭ᠃ ᠪᠠᠭᠰᠢ ᠪᠣᠯᠣᠭᠰᠠᠳ ᠬᠠᠮᠣᠭ ᠣᠷᠢᠳᠠᠪᠡᠷ ᠡᠢᠮᠦ ᠡᠷᠬᠢᠮ ᠳᠡᠭᠡᠳᠦ ᠬᠡᠪ ᠰᠣᠷᠲᠠᠯ᠂ ᠡᠯᠪᠡᠭ ᠪᠠᠶᠠᠯᠢᠭ ᠣᠶᠣᠨ ᠣᠬᠠᠭᠠᠨ ᠤ ᠪᠣᠯᠪᠠᠰᠣᠷᠠᠯ ᠲᠠᠢ ᠪᠠᠢᠮᠠᠭᠵᠢᠨ ᠰᠠᠶ᠋ᠢ ᠰᠣᠷᠭᠠᠨ ᠬᠦᠮᠦᠵᠢᠯ ᠦᠨ ᠣᠢᠯᠡᠰ ᠲᠤ ᠰᠢᠳᠣᠷᠭᠣ ᠪᠠᠷ ᠵᠢᠳᠬᠦᠬᠦ ᠢᠳᠡᠬᠡᠯ ᠵᠣᠷᠢᠭ ᠲᠠᠢ ᠪᠠᠢᠵᠦ᠂ ᠰᠣᠷᠭᠠᠨ ᠬᠦᠮᠦᠵᠢᠯ ᠵᠢᠭᠠᠨ ᠰᠣᠷᠭᠠᠯᠲᠠ ᠳᠤ ᠪᠠᠨ ᠠᠮᠵᠢᠯᠲᠠ ᠣᠯᠵᠦ ᠴᠢᠳᠠᠨᠠ᠃ ᠪᠠᠭᠰᠢ ᠪᠣᠯᠣᠭᠰᠠᠳ ᠨᠡᠢᠭᠡᠮ ᠦᠨ ᠪᠣᠰᠣᠳ ᠠᠵᠢᠯ ᠲᠦᠷᠦᠯ ᠡᠴᠡ ᠢᠯᠭᠠᠭᠳᠠᠬᠣ ᠦᠪᠡᠷ ᠦᠨ ᠡᠷᠬᠢᠮ ᠳᠡᠭᠡᠳᠦ ᠶᠣᠰᠣ ᠰᠣᠷᠲᠠᠬᠣᠨ ᠤ ᠪᠣᠯᠪᠠᠰᠤᠷᠠᠯ ᠲᠠᠢ ᠪᠠᠢᠪᠠᠯ ᠵᠣᠬᠢᠨᠠ᠃ ᠡᠨᠡ ᠨᠢ ᠪᠠᠭᠰᠢ ᠶᠢᠨ ᠠᠵᠢᠯ ᠤᠨ ᠦᠪᠡᠷᠮᠢᠴᠡ ᠰᠢᠨᠵᠢ ᠴᠢᠨᠠᠷ ᠠᠴᠠ ᠲᠣᠭᠲᠠᠭᠠᠭᠳᠠᠵᠠᠢ᠃ ᠪᠠᠭᠰᠢ ᠶᠢᠨ ᠡᠷᠬᠢᠮ ᠳᠡᠭᠡᠳᠦ ᠶᠣᠰᠣ ᠰᠣᠷᠲᠠᠬᠣᠨ ᠤ ᠪᠣᠯᠪᠠᠰᠣᠷᠠᠯ ᠤᠨ ᠠᠭᠣᠯᠭᠠ ᠨᠢ ᠡᠯᠪᠡᠭ ᠪᠠᠶᠠᠯᠢᠭ ᠮᠦᠷᠲᠡᠭᠡᠨ ᠭᠦᠨ ᠭᠦᠨᠵᠡᠭᠡᠢ ᠪᠠᠢᠳᠠᠭ᠃ ᠡᠭᠦᠨ ᠳᠦ ᠪᠠᠭᠰᠢ ᠶᠢᠨ ᠡᠷᠬᠢᠮ ᠳᠡᠭᠡᠳᠦ ᠬᠦᠰᠡᠯᠡᠩ᠂ ᠦᠪᠡᠷ ᠢ ᠪᠡᠨ ᠦᠷᠡᠭᠳᠡᠭᠦᠯᠬᠦ ᠵᠣᠷᠢᠭ ᠰᠠᠨᠠᠭᠠ᠂ ᠲᠣᠬᠠᠢᠯᠠᠭᠰᠠᠨ ᠠᠵᠢᠯ ᠤᠨ ᠮᠣᠷᠠᠯ᠂ ᠬᠠᠢᠷᠠ ᠰᠡᠳᠬᠢᠯᠭᠡ ᠵᠡᠷᠭᠡ ᠠᠭᠣᠯᠭᠠ ᠶᠢ ᠪᠠᠭᠲᠠᠭᠠᠨᠠ᠃
ᠬᠡᠷᠪᠡ ᠵᠠᠬᠢᠶᠠ ᠵᠠᠷᠯᠢᠭ ᠠᠴᠠ ᠪᠣᠴᠠᠬᠣ ᠦᠭᠡᠢ᠂ ᠡᠬᠡ ᠣᠷᠣᠨ᠂ ᠠᠷᠠᠳ ᠲᠦᠮᠡᠨ ᠦ ᠡᠷᠬᠡ ᠠᠰᠢᠭ ᠢ ᠴᠡᠷᠢᠭ ᠬᠦᠮᠦᠨ ᠦ ᠳᠠᠷᠬᠠᠨ ᠡᠭᠦᠷᠭᠡ ᠭᠡᠳᠡᠭ ᠪᠣᠯ ᠨᠠᠮ ᠤᠨ ᠰᠣᠷᠭᠠᠨ ᠬᠦᠮᠦᠵᠢᠯ ᠦᠨ ᠣᠢᠯᠡᠰ ᠲᠤ ᠰᠢᠳᠣᠷᠭᠣ ᠪᠠᠷ ᠵᠢᠳᠬᠦᠵᠦ᠂ ᠦᠪᠡᠷ ᠦᠨ ᠠᠯᠢᠪᠠ ᠣᠶᠣᠨ ᠣᠬᠠᠭᠠᠨ ᠬᠦᠴᠦᠨ ᠴᠢᠳᠠᠯ ᠢᠶᠠᠨ ᠬᠠᠷᠠᠮ ᠦᠭᠡᠢ ᠵᠣᠷᠢᠭᠣᠯᠬᠣ ᠨᠢ ᠪᠠᠭᠰᠢ ᠪᠣᠯᠣᠭᠰᠠᠳ ᠤᠨ ᠰᠢᠯᠵᠢᠭᠦᠯᠵᠦ ᠪᠣᠯᠣᠰᠢ ᠦᠭᠡᠢ ᠳᠠᠷᠬᠠᠨ ᠡᠭᠦᠷᠭᠡ ᠪᠣᠯᠣᠨᠠ᠃ ᠡᠮᠴᠢ ᠬᠦᠮᠦᠨ ᠦ ᠮᠣᠷᠠᠯ ᠤᠨ ᠬᠡᠮᠵᠢᠶᠡ ᠨᠢ ᠬᠦᠮᠦᠨ ᠦ ᠠᠮᠢ ᠨᠠᠰᠦ ᠲᠠᠢ ᠰᠢᠭᠣᠳ ᠬᠣᠯᠪᠣᠭᠳᠠᠳᠠᠭ ᠪᠣᠯ ᠪᠠᠭᠰᠢ ᠶᠢᠨ ᠮᠣᠷᠠᠯ ᠨᠢ ᠬᠡᠣᠬᠡᠳ ᠤᠨ ᠨᠢᠭᠡ ᠨᠠᠰᠣᠨ ᠤ ᠬᠢᠨᠢ ᠬᠦᠭᠵᠢᠯᠲᠡ ᠲᠠᠢ ᠰᠢᠭᠣᠳ ᠬᠣᠯᠪᠣᠭᠳᠠᠳᠠᠭ᠃
ᠪᠠᠭᠰᠢ ᠶᠢᠨ ᠲᠣᠬᠠᠢᠯᠠᠭᠰᠠᠨ ᠠᠵᠢᠯ ᠤᠨ ᠮᠣᠷᠠᠯ ᠤᠨ ᠪᠣᠳᠠᠲᠠᠢ ᠠᠭᠣᠯᠭᠠ ᠨᠢ ᠣᠯᠠᠨ ᠲᠠᠯᠠ ᠪᠠᠷ ᠢᠯᠡᠷᠡᠳᠡᠭ᠃
ᠨᠢᠭᠡ᠂ ᠨᠠᠮ ᠤᠨ ᠰᠣᠷᠭᠠᠨ ᠬᠦᠮᠦᠵᠢᠯ ᠦᠨ ᠣᠢᠯᠡᠰ ᠲᠤ ᠰᠢᠳᠣᠷᠭᠣ ᠪᠠᠷ ᠵᠢᠳᠬᠦᠵᠦ᠂ ᠦᠪᠡᠷ ᠦᠨ ᠠᠯᠢᠪᠠ ᠣᠶᠣᠨ ᠣᠬᠠᠭᠠᠨ ᠬᠦᠴᠦᠨ ᠴᠢᠳᠠᠯ ᠢᠶᠠᠨ ᠬᠠᠷᠠᠮ ᠦᠭᠡᠢ ᠵᠣᠷᠢᠭᠣᠯᠬᠣ ᠪᠠᠷ ᠢᠯᠡᠷᠡᠳᠡᠭ᠃ ᠡᠨᠡ ᠪᠣᠯ ᠪᠠᠭᠰᠢ ᠶᠢᠨ ᠲᠣᠬᠠᠢᠯᠠᠭᠰᠠᠨ ᠠᠵᠢᠯ ᠤᠨ ᠮᠣᠷᠠᠯ ᠤᠨ ᠰᠠᠭᠣᠷᠢ ᠪᠣᠯᠣᠨᠠ᠂ ᠮᠦᠨ ᠴᠦ ᠪᠠᠭᠰᠢ ᠶᠢᠨ ᠲᠣᠬᠠᠢᠯᠠᠭᠰᠠᠨ ᠠᠵᠢᠯ ᠤᠨ ᠡᠷᠬᠢᠮ ᠳᠡᠭᠡᠳᠦ ᠬᠦᠰᠡᠯᠡᠩ ᠪᠣᠯᠬᠣ ᠪᠦᠭᠡᠳ ᠡᠷᠬᠡᠪᠰᠢ ᠭᠦᠢᠴᠡᠳᠬᠡᠬᠦ ᠴᠢᠬᠣᠯᠠᠲᠠᠢ ᠳᠠᠷᠬᠠᠨ ᠡᠭᠦᠷᠭᠡ ᠪᠣᠯᠣᠨᠠ᠃ ᠪᠠᠭᠰᠢ ᠪᠤᠯᠤᠭᠰᠠᠳ ᠵᠦᠪᠬᠡᠨ ᠡᠢᠮᠦ ᠬᠦᠰᠡᠯᠡᠩ ᠪᠠᠢᠮᠠᠨᠵᠢᠨ ᠰᠠᠶ᠋ᠢ ᠠᠯᠢᠪᠠ ᠬᠦᠴᠢᠷ ᠪᠡᠷᠬᠡ ᠶᠢ ᠢᠯᠠᠨ ᠳᠠᠪᠠᠬᠣ ᠲᠠᠢ ᠪᠣᠯᠵᠦ᠂ ᠴᠢᠳᠠᠨᠠ᠃
ᠬᠣᠶᠠᠷ᠂ ᠠᠵᠢᠯ ᠣᠢᠯᠡᠰ ᠢᠶᠠᠨ ᠬᠠᠢᠷᠠᠯᠠᠵᠦ᠂ ᠰᠣᠷᠣᠭᠴᠢ ᠪᠠᠨ ᠬᠠᠢᠷᠠᠯᠠᠬᠣ ᠪᠠᠷ ᠢᠯᠡᠷᠡᠳᠡᠭ᠃ ᠠᠵᠢᠯ ᠣᠢᠯᠡᠰ ᠢᠶᠠᠨ ᠬᠠᠢᠷᠠᠯᠠᠬᠣ ᠪᠣᠯᠣᠨ ᠰᠣᠷᠣᠭᠴᠢ ᠪᠠᠨ ᠬᠠᠢᠷᠠᠯᠠᠬᠤ ᠃ ᠢᠶᠡᠨ ᠡᠨᠡ ᠨᠢ ᠮᠦᠨ ᠪᠠᠭᠰᠢ ᠶᠢᠨ ᠲᠣᠬᠠᠢᠯᠠᠭᠰᠠᠨ ᠠᠵᠢᠯ ᠤᠨ ᠡᠷᠬᠢᠮ ᠳᠡᠭᠡᠳᠦ ᠬᠠᠢᠷᠠ ᠰᠡᠳᠬᠢᠯᠭᠡ ᠮᠦᠨ᠃ ᠰᠣᠷᠣᠭᠴᠢ ᠪᠠᠨ ᠬᠠᠢᠷᠠᠯᠠᠬᠣ ᠪᠠᠭᠰᠢ ᠶᠢᠨ ᠬᠠᠢᠷᠠ ᠪᠣᠯ ᠠᠷᠢᠭᠤᠨ᠋ ᠳᠠᠷᠬᠠᠨ᠂ ᠡᠷᠬᠢᠮ ᠳᠡᠭᠡᠳᠦ᠂ ᠠᠭᠣᠣ ᠶᠡᠭᠡ ᠬᠠᠢᠷᠠ ᠮᠦᠨ᠃ ᠡᠭᠦᠨ ᠳᠦ ᠡᠴᠢᠬᠡ ᠡᠬᠡ ᠶᠢᠨ ᠬᠠᠢᠷᠠ ᠪᠠᠭᠲᠠᠬᠣ ᠪᠦᠭᠡᠳ ᠡᠴᠢᠬᠡ ᠡᠬᠡ ᠶᠢᠨ ᠬᠠᠢᠷᠠ ᠡᠴᠠ ᠨᠡᠩ ᠡᠷᠬᠢᠮ ᠳᠡᠭᠡᠳᠦ ᠶᠠᠮᠠᠷ ᠴᠦ ᠬᠣᠪᠢ ᠶᠢᠨ ᠠᠰᠢᠭ ᠬᠣᠣᠷ ᠤᠨ ᠰᠠᠨᠠᠭᠠ ᠦᠭᠡᠢ᠂ ᠦᠪᠡᠷ ᠢ ᠪᠡᠨ ᠦᠷᠡᠭᠳᠡᠭᠦᠯᠵᠦ᠂ ᠪᠣᠰᠣᠳ ᠢ ᠭᠡᠢᠢᠭᠦᠯᠬᠦ ᠡᠷᠬᠢᠮ ᠨᠠᠨᠳᠢᠨ ᠬᠠᠢᠷᠠ ᠰᠡᠳᠬᠢᠯᠭᠡ ᠪᠢᠯᠬᠠᠵᠦ ᠪᠠᠢᠳᠠᠭ᠃ ᠪᠠᠭᠰᠢ ᠪᠣᠯᠣᠭᠰᠠᠳ ᠲᠤ ᠵᠦᠪᠬᠡᠨ ᠡᠢᠮᠦ ᠬᠠᠢᠷᠠ ᠰᠡᠳᠬᠢᠯᠭᠡ ᠪᠠᠢᠮᠠᠨᠵᠢᠨ ᠰᠠᠶ᠋ᠢ ᠰᠣᠷᠭᠠᠨ ᠬᠦᠮᠦᠵᠢᠯ ᠦᠨ ᠣᠢᠯᠡᠰ ᠲᠤ ᠨᠠᠰᠦ ᠪᠠᠷ ᠢᠶᠠᠨ ᠵᠢᠳᠬᠦᠬᠦ ᠬᠢᠵᠠᠭᠠᠯᠠᠰᠢ ᠦᠭᠡᠢ ᠬᠦᠴᠦᠨ ᠴᠢᠳᠠᠯ ᠪᠣᠢ ᠪᠣᠯᠵᠦ ᠴᠢᠳᠠᠨᠠ᠃ ᠲᠡᠢᠮᠦ ᠡᠴᠡ᠂ ᠰᠣᠷᠭᠠᠨ ᠬᠦᠮᠦᠵᠢᠯ ᠦᠨ ᠣᠬᠠᠭᠠᠨᠲᠡᠨ ᠠᠴᠠ︽ ᠵᠢᠭᠠᠨ ᠰᠣᠷᠭᠠᠬᠣ ᠠᠵᠢᠯ ᠤᠨ ᠠᠮᠵᠢᠯᠲᠠ ᠣᠯᠬᠣ ᠶᠢᠨ ᠨᠢᠭᠣᠴᠠ ᠨᠢ ᠰᠣᠷᠣᠭᠴᠢ ᠪᠠᠨ ᠬᠠᠢᠷᠠᠯᠠᠬᠣ ᠳᠤ ᠪᠤᠢ︾ ᠭᠡᠵᠦ ᠪᠠᠳᠣᠳᠠᠢ ᠳ᠋ᠦᠩᠨᠡᠭᠰᠡᠨ ᠶᠣᠮ᠃
ᠭᠤᠷᠪᠠ᠂ ᠦᠪᠡᠷ ᠦᠨ ᠪᠡᠶᠠ ᠪᠠᠷ ᠢᠶᠠᠨ ᠬᠡᠪ ᠳᠦᠷᠢᠮ ᠪᠣᠯᠬᠣ ᠪᠠᠷ ᠢᠯᠡᠷᠡᠳᠡᠭ᠃︽ ᠪᠠᠭᠰᠢ ᠪᠣᠯᠣᠭᠰᠠᠳ ᠤᠨ ᠦᠪᠡᠷ ᠦᠨ ᠪᠡᠶᠡ ᠪᠡᠷ ᠢᠶᠡᠨ ᠬᠡᠪ ᠳᠦᠷᠢᠮ ᠪᠣᠯᠬᠣ ᠪᠣᠯ ᠵᠠᠯᠠᠭᠣ ᠪᠠᠭᠠᠴᠣᠳ ᠤᠨ ᠰᠡᠳᠬᠢᠯ ᠳᠦ ᠥᠭᠡᠷᠡ ᠶᠠᠮᠠᠷ ᠴᠦ ᠶᠠᠭᠣᠮᠠ ᠪᠠᠷ ᠣᠷᠣᠯᠠᠭᠣᠯᠵᠦ ᠪᠣᠯᠣᠰᠢ ᠦᠭᠡᠢ ᠨᠠᠷᠠᠨ ᠤ ᠭᠡᠷᠡᠯ︾ ᠮᠦᠨ᠃ ᠪᠠᠭᠰᠢ ᠶᠢᠨ ᠪᠡᠶᠡ ᠪᠡᠷ ᠢᠶᠡᠨ ᠬᠡᠪ ᠳᠦᠷᠢᠮ ᠪᠣᠯᠬᠣ ᠪᠣᠯ ᠨᠢᠭᠡ ᠵᠣᠢᠯ ᠤᠨ ᠳᠠᠭᠣᠨ ᠦᠭᠡᠢ ᠵᠠᠷᠯᠢᠭ ᠮᠦᠨ᠃
ᠪᠠᠭᠰᠢ ᠪᠣᠯᠣᠭᠰᠠᠳ ᠰᠣᠷᠣᠭᠴᠢᠳ ᠤᠨ ᠰᠡᠳᠬᠢᠯ ᠳᠦ ᠪᠦᠷᠢᠨ ᠪᠦᠲᠦᠨ᠂ ᠰᠠᠢᠨ ᠰᠠᠢᠬᠠᠨ ᠤ ᠬᠦᠰᠡᠯᠡᠩ ᠦᠨ ᠳᠦᠷᠢ ᠪᠣᠯᠵᠦ᠂ ᠲᠡᠳᠡᠨ ᠦ ᠳᠠᠭᠣᠷᠢᠶᠠᠵᠦ ᠳᠠᠭᠠᠬᠣ ᠬᠦᠰᠡᠯ ᠡᠷᠡᠮᠡᠯᠵᠡᠯ ᠢ ᠬᠦᠭᠵᠢᠭᠡᠳᠡᠭ᠃ ᠡᠨᠡ ᠨᠢ ᠪᠠᠭᠠ ᠰᠣᠷᠭᠠᠭᠣᠯᠢ ᠶᠢᠨ ᠰᠣᠷᠣᠭᠴᠢᠳ ᠲᠤ ᠨᠡᠩ ᠢᠯᠡ ᠪᠣᠳᠠᠳᠠᠢ ᠪᠠᠢᠳᠠᠭ᠃ ᠲᠡᠳᠡ ᠪᠠᠭᠰᠢ ᠶᠢᠨ ᠢᠶᠡᠨ ᠡᠮᠦᠰᠴᠦ ᠵᠡᠭᠦᠭᠦ ᠬᠡᠯᠡᠵᠦ ᠶᠠᠷᠢᠬᠣ ᠠᠴᠠ ᠡᠬᠢᠯᠡᠨ ᠬᠦᠳᠡᠯᠵᠦ ᠪᠠᠷᠢᠬᠣ ᠶᠢ ᠨᠢ ᠬᠦᠷᠲᠡᠯᠡ ᠳᠠᠭᠣᠷᠢᠶᠠᠬᠣ ᠶᠢ ᠬᠦᠰᠡᠳᠡᠭ᠃ ᠲᠡᠢᠮᠦ ᠡᠴᠡ᠂ ᠪᠠᠭᠰᠢ ᠪᠣᠯᠣᠭᠰᠠᠳ ᠰᠣᠷᠣᠭᠴᠢ ᠶᠢᠨ ᠰᠡᠳᠬᠢᠯ ᠳᠣᠲᠣᠷᠠ ᠶᠠᠮᠠᠷ ᠪᠠᠢᠷᠢ ᠰᠠᠭᠣᠷᠢ ᠲᠠᠢ ᠪᠠᠢᠬᠣ ᠪᠠᠨ ᠴᠠᠭ ᠢᠮᠠᠭᠲᠠ ᠪᠣᠳᠣᠯᠬᠢᠯᠠᠵᠦ᠂ ᠬᠡᠯᠡᠵᠦ ᠶᠠᠷᠢᠬᠣ ᠠᠴᠠ ᠡᠬᠢᠯᠡᠨ ᠬᠦᠳᠡᠯᠵᠦ ᠪᠠᠷᠢᠬᠣ ᠬᠦᠷᠲᠡᠯᠡ ᠪᠡᠶᠡ ᠪᠡᠨ ᠴᠢᠩᠭᠠ ᠱᠠᠭᠠᠷᠳᠠᠨ ᠰᠣᠷᠣᠭᠴᠢᠳ ᠲᠤ ᠥᠪᠡᠷ ᠦᠨ ᠪᠡᠶᠡ ᠪᠡᠷ ᠢᠶᠡᠨ ᠬᠡᠪ ᠵᠢᠱᠢᠶᠡ ᠦᠵᠡᠭᠦᠯᠭᠦ ᠬᠡᠷᠡᠭᠲᠡᠢ᠃
ᠳᠥᠷᠪᠡ᠂ ᠪᠢᠴᠢᠭ ᠵᠢᠭᠠᠬᠣ ᠮᠦᠷᠳᠡᠭᠡᠨ ᠬᠦᠮᠦᠨ ᠢ ᠬᠦᠮᠦᠵᠢᠭᠦᠯᠭᠦ ᠪᠡᠷ ᠢᠯᠡᠷᠡᠳᠡᠭ᠃︽ ᠪᠢᠴᠢᠭ ᠵᠢᠭᠠᠵᠦ ᠬᠦᠮᠦᠨ ᠢ ᠬᠦᠮᠦᠵᠢᠭᠦᠯᠭᠦ︾ ᠪᠣᠯ ᠪᠠᠭᠰᠢ ᠶᠢᠨ ᠠᠵᠢᠯ ᠤᠨ ᠦᠪᠡᠷᠮᠢᠴᠡ ᠣᠨᠴᠠᠯᠢᠭ ᠠᠴᠠ ᠲᠣᠭᠲᠠᠭᠠᠭᠳᠠᠭᠰᠠᠨ ᠨᠢᠭᠡᠨ ᠭᠣᠣᠯ ᠡᠭᠦᠷᠭᠡ ᠪᠣᠯᠣᠨᠠ᠃ ᠪᠢᠴᠢᠭ ᠵᠢᠭᠠᠵᠦ ᠬᠦᠮᠦᠨ ᠢ ᠬᠦᠮᠦᠵᠢᠭᠦᠯᠭᠦ ᠨᠢ ᠪᠦᠬᠦᠢᠯᠡ ᠵᠢᠭᠠᠨ ᠰᠣᠷᠭᠠᠬᠣ ᠪᠣᠲᠠᠲᠠᠢ ᠶᠠᠪᠣᠴᠠ ᠳᠤ ᠬᠠᠷᠢᠯᠴᠠᠨ ᠣᠶᠠᠯᠳᠣᠵᠦ ᠬᠠᠷᠢᠯᠴᠠᠨ ᠠᠭᠣᠰᠣᠯᠳᠣᠨ ᠬᠠᠮᠲᠦ ᠪᠠᠷ ᠶᠠᠪᠣᠭᠳᠠᠳᠠᠭ᠃ ᠳᠠᠷᠣᠢ ᠪᠢᠴᠢᠭ ᠵᠢᠭᠠᠵᠦ ᠶᠢᠨ ᠳᠠᠭᠠᠣ ᠬᠦᠮᠦᠨ ᠢ ᠬᠦᠮᠦᠵᠢᠭᠦᠯᠦᠨᠡ᠃ ᠪᠠᠭᠰᠢ ᠪᠣᠯᠣᠭᠰᠠᠳ ᠵᠠᠪᠠᠯ ᠰᠣᠷᠣᠭᠴᠢᠳ ᠢ ᠦᠨᠳᠦᠷ ᠬᠡᠮᠵᠢᠶᠡᠨ ᠦ ᠡᠷᠳᠡᠮ ᠮᠡᠳᠡᠯᠭᠡ ᠲᠠᠢ᠂ ᠡᠷᠬᠢᠮ ᠳᠡᠭᠡᠳᠦ ᠦᠵᠡᠯ ᠰᠠᠨᠠᠭᠠᠨ ᠤ ᠪᠣᠯᠪᠠᠰᠣᠷᠠᠯ ᠲᠠᠢ ᠪᠣᠯᠭᠠᠨ ᠬᠦᠮᠦᠵᠢᠭᠦᠯᠭᠦ ᠬᠡᠷᠡᠭᠲᠡᠢ᠃ ᠪᠢᠴᠢᠭ ᠵᠢᠭᠠᠵᠦ ᠡᠷᠳᠡᠮ ᠮᠡᠳᠡᠯᠭᠡ ᠲᠠᠢ ᠪᠣᠯᠭᠠᠬᠣ ᠪᠣᠯᠣᠨ ᠬᠦᠮᠦᠨ ᠢ ᠬᠦᠮᠦᠵᠢᠭᠦᠯᠦᠨ ᠰᠠᠢᠨ ᠰᠠᠢᠬᠠᠨ ᠶᠣᠰᠣ ᠰᠣᠷᠲᠠᠬᠣᠨ ᠤ ᠪᠣᠯᠪᠠᠰᠣᠷᠠᠯ ᠲᠠᠢ ᠪᠣᠯᠭᠠᠬᠣ ᠨᠢ ᠨᠢᠬᠡᠳᠣᠯᠲᠠᠢ ᠪᠠᠢᠳᠠᠭ᠃ ᠪᠢᠴᠢᠭ ᠵᠢᠭᠠᠬᠤ ᠠᠭᠣᠯᠭᠠ ᠳᠣᠲᠣᠷᠠ ᠬᠦᠮᠦᠨ ᠢ ᠬᠦᠮᠦᠵᠢᠭᠦᠯᠭᠦ ᠠᠭᠣᠯᠭᠠ ᠠᠶᠠᠨᠳᠠᠭᠠᠨ ᠪᠠᠭᠲᠠᠵᠤ᠂ ᠡᠷᠳᠡᠮ ᠮᠡᠳᠡᠯᠭᠡ ᠬᠡᠳᠤᠢ ᠦᠨᠳᠦᠷ ᠪᠣᠯᠬᠣ ᠳᠣᠲᠣᠮ ᠶᠣᠰᠣ ᠰᠣᠷᠲᠠᠬᠣᠨ ᠤ ᠪᠣᠯᠪᠠᠰᠣᠷᠠᠯ ᠨᠢ ᠨᠡᠩ ᠡᠷᠬᠢᠮ ᠳᠡᠭᠡᠳᠦ ᠨᠡᠩ ᠪᠠᠶᠠᠯᠢᠭ ᠪᠣᠯᠬᠣ ᠣᠴᠢᠷ ᠲᠠᠢ ᠪᠢᠯᠡ᠃
ᠲᠡᠢᠮᠦ ᠡᠴᠡ᠂ ᠪᠣᠲᠠᠲᠠᠢ ᠵᠢᠭᠠᠨ ᠰᠣᠷᠭᠠᠬᠣ ᠶᠠᠪᠣᠴᠠ ᠳᠤ᠂ ᠪᠠᠭᠰᠢ ᠠᠴᠠ ᠬᠢᠴᠢᠶᠡᠯ ᠦᠨ ᠠᠭᠣᠯᠭᠠ ᠪᠠᠨ ᠦᠨᠳᠣᠰᠣᠯᠡᠨ ᠬᠦᠮᠦᠨ ᠢ ᠬᠦᠮᠦᠵᠢᠭᠦᠯᠭᠦ ᠡᠭᠦᠷᠭᠡ ᠶᠢ ᠠᠯᠬᠣᠮ ᠠᠯᠬᠣᠮ ᠢᠶᠠᠷ ᠪᠣᠳᠠᠳᠠᠢ ᠪᠡᠶᠡᠯᠡᠭᠦᠯᠭᠦ ᠬᠡᠷᠡᠭᠲᠡᠢ᠃ ᠳᠠᠷᠣᠢ ᠬᠢᠴᠢᠶᠡᠯ ᠦᠨ ᠪᠣᠳᠠᠳᠠᠢ ᠠᠭᠣᠯᠭᠠ ᠳᠤ ᠬᠦᠮᠦᠨ ᠢ ᠬᠦᠮᠦᠵᠢᠭᠦᠯᠭᠦ ᠰᠠᠨᠠᠭᠠ ᠶᠢ ᠣᠷᠠᠯᠢᠭ ᠢᠶᠠᠷ ᠨᠡᠪᠴᠢᠭᠦᠯᠣᠨ ᠰᠢᠮᠡᠳᠬᠡᠵᠦ᠂ ᠰᠣᠷᠣᠭᠴᠢᠳ ᠲᠤ ᠣᠬᠢ ᠰᠠᠢᠨ ᠰᠢᠮᠡ ᠲᠡᠵᠢᠭᠡᠯ ᠬᠠᠩᠭᠠᠬᠣ ᠬᠡᠷᠡᠭᠲᠡᠢ᠃ ᠭᠡᠬᠦ ᠳᠦ ᠪᠠᠨ ᠠᠳᠠᠯᠢ ᠪᠣᠰᠦ ᠬᠢᠴᠢᠶᠡᠯ ᠲᠦᠷᠦᠯ᠂ ᠠᠳᠠᠯᠢ ᠪᠣᠰᠦ ᠰᠣᠷᠣᠭᠴᠢ ᠶᠢᠨ ᠣᠨᠴᠠᠯᠢᠭ ᠲᠠᠢ ᠣᠶᠠᠯᠳᠣᠭᠣᠯᠣᠨ᠂ ᠴᠠᠭ ᠲᠣᠬᠢᠶᠠᠯ ᠢ ᠠᠰᠢᠭᠯᠠᠨ᠂ ᠲᠣᠬᠢᠲᠠᠢ ᠠᠷᠭᠠ ᠪᠠᠷ ᠠᠮᠢᠳᠣᠯᠢᠭ ᠪᠣᠳᠠᠳᠠᠢ ᠬᠦᠢᠴᠡᠳᠬᠡᠬᠦ ᠶᠢ ᠠᠩᠬᠠᠷᠬᠣ ᠬᠡᠷᠡᠭᠲᠡᠢ᠃
ᠢᠩᠭᠡᠷ